ᠸᠢᠴᠠᠲ ᠢᠶᠠᠷ ᠡᠶᠢᠮᠦ ᠬᠦᠮᠦᠨ ᠬᠠᠷᠠᠭᠳᠠᠪᠠᠯ ᠲᠦᠷᠭᠡᠨ ᠬᠠᠰᠤ︕
ᠨᠡᠶᠢᠲᠡᠯᠡᠭᠰᠡᠨ ᠴᠠᠭ᠄
2021/12/9
     ᠰᠦᠯᠵᠢᠶᠡᠨ ᠤ ᠨᠠᠶᠢᠵᠠ ᠳᠤ ᠴᠢᠨᠢ ᠡᠶᠢᠮᠦ ᠬᠥᠮᠦᠨ ᠪᠠᠶᠢᠨ᠎ᠠ ᠦᠦ︖                             ᠡᠶᠡᠯᠳᠡᠭ ᠵᠦᠬᠡᠯᠡᠨ ᠴᠤᠭ ᠵᠢᠪᠬᠤᠭ᠎ᠠ ᠲᠠᠢ᠂ ᠠᠵᠢᠯ ᠦᠢᠯᠡᠰ ᠲᠡᠭᠡᠨ ᠬᠢᠯᠠᠷᠠᠭᠤᠯᠤᠭᠰᠠᠨ ᠪᠠᠰᠠ  ᠪᠡᠯᠡ  ᠣᠷᠣᠭᠤᠯᠵᠤ‌ᠮᠦ᠋ᠩᠬᠦ ᠤᠯᠬᠤ ᠴᠢᠳᠠᠯ   ᠲᠠᠢ᠂  ᠦᠷᠭᠦᠯᠵᠢ  ᠰᠦᠯᠵᠢᠶᠡᠨ ᠳᠡᠭᠡᠷ᠎ᠡ ᠴᠢᠮ᠎ᠠ ᠲᠠᠢ ᠰᠠᠨᠠᠯ ᠵᠶ᠊ ᠰᠣᠯᠢᠯᠴᠠᠵᠤ ᠂ ᠠᠰᠠᠭᠤᠵᠦ‌ᠬᠠᠯᠠᠮᠵᠢᠯᠠᠨ᠂ ᠪᠠᠰᠠ ᠴᠢᠮ᠎ᠠ ᠶᠢ ᠬᠦᠨᠳᠦᠯᠡᠵᠦ ︽ᠪᠡᠯᠡ ᠣᠷᠣᠭᠤᠯᠵᠤ︾ ᠶᠡᠭᠡ ᠵᠣᠭᠤᠰ ᠣᠯᠬᠤ ᠰᠠᠨᠠᠯ ᠳᠠᠯᠪᠢᠳᠠᠭ᠁                           ᠬᠠᠷᠢᠨ ᠦᠨᠡᠨᠳᠡᠭᠡᠨ ᠲᠠ ᠪᠣᠳᠠᠲᠤ ᠠᠮᠢᠳᠤᠷᠠᠯ ᠳᠤᠮᠳᠠ ᠡᠨᠡ ᠬᠦᠮᠦᠨ ᠢ ᠣᠯᠵᠦ ᠬᠠᠷᠠᠭ᠎ᠠ ᠦᠭᠡᠢ ᠪᠠᠶᠢᠳᠠᠭ᠃ ᠲᠡᠷᠡ‌‍ᠪᠠᠰᠠ ᠡᠯᠳᠡᠪ ᠰᠢᠯᠲᠠᠭ ᠢᠶᠠᠷ ᠸᠢᠳᠢᠣ᠋ ᠪᠠᠷ ᠨᠢᠭᠤᠷ ᠨᠢᠭᠤᠷ ᠢᠶᠠᠨ ᠬᠠᠷᠠᠵᠦ ᠵᠤᠭᠤᠬᠳᠠᠬᠤ ᠠᠴᠠ ᠳᠠᠳᠠᠭᠠᠯᠵᠠᠳᠠᠭ᠃                            ᠡᠶᠢᠮᠦ ᠬᠦᠮᠦᠨ ᠲᠠᠭᠠᠷᠠᠪᠠᠯ ᠤᠬᠳᠣᠬᠠᠨ ᠴᠦ ᠡᠷᠡᠭᠡᠯᠵᠡᠬᠦ ᠬᠡᠷᠡᠭ ᠦᠬᠡᠢ᠂ ᠰᠢᠭᠤᠳ ᠯᠠ ᠬᠠᠰᠣᠭᠠᠳ  ᠬᠠᠶᠠ᠃ᠤᠴᠢᠷ ᠨᠢ ᠡᠨᠡ ᠪᠤᠯ ᠤᠷᠠᠬᠠᠨ ᠤ ᠣᠭᠤᠳᠠ ᠰᠢᠦ᠃                        11 ᠳ᠋ᠣᠭᠡᠷ  ᠰᠠᠷ᠎ᠠ ᠠᠴᠠ  ᠨᠠᠰᠢ᠂  ᠵᠧᠵᠢᠶᠠᠩ  ᠮᠤᠵᠢ ᠶᠢᠨ  ᠬᠠᠩᠵᠧᠦ  ᠬᠤᠲᠠ ᠶᠢᠨ  ᠯᠢᠨᠫᠢᠩ  ᠲᠣᠭᠤᠷᠢᠭ ᠲᠤ᠋‌‍ᠰᠦ᠋ᠯᠵᠢᠶ᠎ᠡ ᠪᠠᠷ ᠳᠠᠨᠢᠯᠴᠠᠨ ᠮᠡᠬᠡᠯᠡᠭᠰᠡᠨ  ᠬᠡᠷᠡᠭ  ᠣᠯᠠᠨ  ᠭᠠᠷᠤᠭᠰᠠᠨ  ᠪᠥᠭᠡᠳ  ᠬᠡᠷᠡᠭ ᠲᠤ  ᠬᠤᠯᠪᠣᠭᠳᠠᠭᠰᠠᠨ  ᠮᠦᠩᠬᠦᠨ ‍ᠦ‌‍ᠲ᠋ᠤᠭ᠎ᠠ ᠨᠢ ᠨᠡᠯᠢᠶᠡᠳ ᠶᠡᠭᠡ ᠪᠠᠶᠢᠵᠤ᠂ ᠬᠤᠬᠢᠷᠠᠯ ᠠᠮᠰᠠᠭᠴᠢ ᠭᠤᠤᠯ ᠨᠢ  30  ~  50  ᠨᠠᠰᠤᠨ ᠤ  ᠡᠮᠡᠭᠲᠡᠶᠢᠴᠦᠳ  ᠶᠤᠮ‌‍ᠪᠠᠶᠢᠨ᠎ᠠ᠃                             ᠮᠡᠬᠡᠯᠡᠭᠴᠢᠳ  ᠡᠬᠢᠯᠡᠬᠡᠳ ᠰᠦᠯᠵᠢᠶ᠎ᠡ ᠪᠠᠷ ᠨᠠᠶᠢᠵᠠᠯᠠᠬᠤ ᠵᠥᠭᠡᠯᠡᠨ ᠲᠣᠨᠤᠭ ᠢᠶᠠᠷ ᠬᠤᠬᠢᠷᠠᠯ  ᠠᠮᠰᠠᠭᠴᠢ ᠲᠠᠢ‌‍ᠲ᠋ᠠᠨᠢᠯᠴᠠᠵᠤ᠂ ᠪᠠᠶᠢᠨ ᠳᠠᠬᠢᠨ ᠬᠠᠷᠢᠯᠴᠠᠵᠦ ᠪᠠᠶᠢᠭᠠᠳ ᠬᠤᠬᠢᠷᠠᠯ ᠠᠮᠰᠠᠭᠴᠢ ᠶᠢ ᠰᠡᠷᠡᠮᠵᠢ ᠠᠯᠳᠠᠭᠤᠯᠤᠭᠰᠠᠨ ᠤ ᠳᠠᠷᠠᠭ᠎ᠠ᠂ ᠪᠡᠯᠡ‌ᠣᠷᠣᠭᠤᠯᠵᠦ ᠠᠰᠢᠭ ᠤᠯᠬᠤ ᠳᠣᠬᠠᠢ ᠶᠠᠷᠢᠶ᠎ᠠ‌ᠡᠬᠦᠰᠬᠡᠨ ᠦᠳᠦᠵᠦ ᠳᠡᠩᠰᠡᠯᠵᠦ ᠡᠬᠢᠯᠡᠳᠡᠭ᠃                           1. ᠬᠠᠯᠠᠮᠵᠢ ᠬᠠᠶᠢᠷ᠎ᠠ ᠪᠠᠷ ᠢᠲᠡᠭᠡᠯ ᠢ ᠣᠯᠤᠨ᠎ᠠ                          ᠮᠡᠬᠡᠯᠡᠭᠴᠢᠳ ᠡᠯ᠎ᠡ ᠵᠤᠶᠢᠯ ᠤᠨ ᠨᠡᠶᠢᠭᠡᠮ ᠤᠨ ᠬᠠᠷᠢᠯᠴᠠᠭᠠᠨ ᠤ ᠲᠠᠪᠴᠠᠩ ᠢᠶᠠᠷ ᠬᠤᠤᠷ ᠠᠮᠰᠠᠭᠴᠢ   ᠲᠠᠢ  ᠳᠠᠨᠢᠯᠴᠠᠨ᠂ᠪᠠᠶᠢᠨ ᠳᠠᠬᠢᠨ ᠵᠣᠭᠤᠭᠳᠠᠬᠤ᠂ ᠬᠠᠯᠠᠮᠵᠢᠯᠠᠨ ᠬᠠᠷᠠᠭᠠᠯᠵᠠᠵᠦ ᠪᠠᠶᠢᠭᠠᠳ ᠢᠲᠡᠭᠡᠯ ᠪᠠᠶᠢᠭᠤᠯᠵᠤ᠂ ᠴᠢᠨᠠᠭᠰᠢᠯᠠᠪᠠᠯ ᠬᠠᠶᠢᠷ᠎ᠠ  ᠳᠤᠷᠠᠯᠠᠯ‌‍ᠴᠦ ᠶᠠᠷᠢᠵᠦ ᠮᠠᠭᠠᠳ ᠦᠬᠡᠢ᠃                             2. ᠦᠳᠦᠬᠡᠵᠦ ᠪᠠᠶᠢᠭᠠᠳ ᠪᠡᠯᠡ ᠣᠷᠣᠭᠤᠯᠤᠯᠲᠠ ᠬᠢᠯᠬᠡᠵᠦ᠂ ᠪᠠᠭ᠎ᠠ ᠬᠡᠮᠵᠢᠶᠡᠨ ᠤ ᠠᠰᠢᠭ ᠣᠯᠭᠤᠬᠤ                          ᠬᠠᠷᠢᠴᠠᠭ᠎ᠠ ᠲᠣᠭᠲᠠᠭᠤᠨ ᠪᠣᠯᠤᠭᠰᠠᠨ ᠤ ᠳᠠᠷᠠᠭ᠎ᠠ᠂ ᠮᠡᠬᠡᠯᠡᠭᠴᠢᠳ ᠠᠴᠠ ᠥᠪᠡᠷ ᠢ ᠪᠠᠨ ᠪᠡᠯᠡ ᠣᠷᠣᠭᠤᠯᠵᠤ ᠡᠳ᠋ ‍ᠤᠨ‌‍ᠶᠠᠪᠤᠳᠠᠯ ᠢ ᠬᠠᠮᠢᠶᠠᠷᠬᠤ ᠪᠤᠶᠤ ᠶᠠᠮᠠᠷ ᠨᠢᠭᠡᠨ ᠪᠡᠯᠡ  ᠣᠷᠣᠭᠤᠯᠤᠯᠲᠠ   ᠶᠢ  ᠰᠠᠶᠢᠨ  ᠮᠡᠳᠡᠳᠡᠭ  ᠬᠡᠵᠦ᠂  ᠬᠦᠮᠦᠰ ᠢ  ᠥᠳᠥᠭᠡᠨ‌‍ᠲ᠋ᠠᠳᠠᠳᠠᠭ᠃ ᠳᠡᠭᠡᠭᠡᠳ ᠪᠠᠭ᠎ᠠ ᠰᠠᠭ᠎ᠠ ᠠᠰᠢᠭ ᠣᠯᠭᠤᠵᠦ ᠪᠠᠶᠢᠭᠠᠳ ᠠᠮᠳᠠᠨ ᠳᠤ ᠨᠢ  ᠣᠷᠣᠭᠤᠯᠵᠦ  ᠶᠡᠭᠡ  ᠠᠰᠢᠭ  ᠤᠨᠠᠭᠠᠬᠤ‌‍ᠲ᠋ᠦ᠋ᠯᠦᠪᠯᠡᠭᠡ ᠪᠠᠨ ᠡᠬᠢᠯᠡᠳᠡᠭ ᠪᠠᠶᠢᠨ᠎ᠠ᠃                              3. ᠶᠡᠭᠡ ᠬᠡᠮᠵᠢᠶᠡᠨ ᠤ ᠪᠡᠯᠡ ᠣᠷᠣᠭᠤᠯᠵᠤ᠂ ᠵᠣᠭᠤᠰ ᠮᠥᠩᠭᠦ ᠮᠡᠬᠡᠯᠡᠨ ᠠᠪᠬᠤ                        ᠠᠮᠳᠠᠨ ᠳᠤ ᠨᠢ ᠣᠷᠣᠬᠰᠠᠨ  ᠬᠦᠮᠦᠰ ᠢ  ᠦᠷᠭᠦᠯᠵᠢᠯᠡᠨ  ᠥᠳᠥᠭᠡᠵᠦ  ᠪᠠᠶᠢᠭᠠᠳ  ᠪᠡᠯᠡ  ᠣᠷᠣᠭᠤᠯᠤᠯᠲᠠ ᠶᠢ ᠨᠢ ᠨᠡᠮᠡᠭᠳᠡᠭᠦᠯᠬᠦ ᠪᠣᠯᠤᠨ᠎ᠠ᠃ ᠶᠡᠭᠡ ᠬᠡᠮᠵᠢᠶᠡᠨ ᠤ ᠪᠡᠯᠡ ᠣᠷᠣᠭᠤᠯᠤᠭᠰᠠᠨ ᠤ ᠳᠠᠷᠠᠭ᠎ᠠ ᠬᠠᠷᠢᠨ ᠪᠡᠯᠡᠨ ᠵᠣᠭᠤᠰ ᠭᠠᠷᠭᠠᠨ ᠠᠪᠬᠤ ᠵᠢᠨ‌ᠠᠷᠭ᠎ᠠ ᠦᠭᠡᠢ᠂ ᠡᠨᠡ ᠦᠶ᠎ᠡ ᠳᠤ ᠬᠤᠬᠢᠷᠠᠯ ᠠᠮᠰᠠᠭᠴᠢ ᠰᠠᠶ᠋ᠢ ᠮᠡᠬᠡᠯᠡᠭᠳᠡᠭᠰᠡᠨ ᠢᠶᠠᠨ ᠮᠡᠳᠡᠳᠡᠭ᠃                          ᠰᠦᠯᠵᠢᠶᠡᠨ ᠳᠡᠭᠡᠷ᠎ᠡ ᠨᠠᠶᠢᠵᠠᠯᠠᠬᠤ ᠳᠠᠭᠠᠨ ᠡᠷᠬᠡᠪᠰᠢ  ᠨᠥᠭᠦᠭᠡ  ᠡᠲᠡᠭᠡᠳ ᠤᠨ ᠢᠶᠠᠨ  ᠪᠡᠶ᠎ᠡ ᠶᠢᠨ  ᠭᠠᠷᠤᠯ ᠢ  ᠨᠠᠷᠢᠨ‌‍ᠬᠢᠨᠠᠮᠠᠭᠠᠶ ᠬᠢᠨᠠᠨ ᠬᠠᠷᠭᠤᠭᠤᠯᠬᠤ ᠬᠡᠷᠡᠭᠲᠡᠶ᠂ ᠰᠦᠯᠵᠢᠶᠡᠨ ᠳᠡᠭᠡᠷ᠎ᠡ ᠪᠠᠯᠠ ᠣᠷᠣᠭᠤᠯᠬᠤ ᠳᠠᠭᠠᠨ ᠠᠯᠪᠠᠨ ᠶᠤᠰᠤᠨ ᠤ ᠮᠥᠩᠭᠦᠨ‌‍ᠬᠦ᠋ᠢᠯᠬᠡᠬᠡᠨ ᠤ ᠪᠠᠶᠢᠭᠤᠯᠤᠮᠵᠢ ᠳᠤ ᠬᠠᠨᠳᠣᠵᠦ᠂ ᠪᠣᠯᠭᠤᠮᠵᠢᠲᠠᠶ ᠪᠠᠶᠢᠬᠤ ᠬᠡᠷᠡᠭᠲᠡᠶ᠃                       ᠬᠡᠷᠪᠡ ᠮᠡᠬᠡᠯᠡᠭᠳᠡᠭᠰᠡᠨ ᠪᠤᠯ ᠴᠠᠭᠳᠠᠭ᠎ᠠ ᠳᠤ ᠮᠡᠳᠡᠭᠦᠯᠬᠦ ᠪᠤᠶᠤ ᠪᠥᠬᠦ  ᠤᠯᠤᠰ ᠤᠨ  ᠮᠡᠬᠡᠯᠡᠯ ᠢ  ᠡᠰᠡᠷᠭᠦᠴᠡᠬᠦ  ᠲᠤᠰᠬᠠᠶ 96110 ᠶᠢ ᠵᠠᠯᠭᠠᠵᠦ ᠠᠰᠠᠭᠤᠨ ᠯᠠᠪᠯᠠᠨ᠎ᠠ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号