ᠬᠤᠤᠷᠳᠦ ᠮᠥᠭᠦ ᠢᠳᠡᠭᠡᠳ ᠭᠤᠷᠪᠠᠨ ᠬᠥᠮᠥᠨ ᠠᠮᠢ ᠪᠠᠨ ᠠᠯᠳᠠᠪᠠ
ᠨᠡᠶᠢᠲᠡᠯᠡᠭᠰᠡᠨ ᠴᠠᠭ᠄
2021/9/16
      ᠣᠶᠢᠷ᠎ᠠ ᠳᠤ᠂ ᠭᠤᠸᠠᠩᠳᠦ᠋ᠩ ᠮᠤᠵᠢ ᠶᠢᠨ ᠨᠢᠭᠡ ᠠᠶᠢᠯ ᠤᠨ  ᠭᠤᠷᠪᠠᠨ  ᠬᠥᠮᠥᠨ  ᠬᠡᠭᠡᠷ᠎ᠡ   ᠶᠢᠨ  ᠮᠥᠭᠦ  ᠢᠳᠡᠭᠡᠳ ᠬᠤᠣᠷᠳᠠᠭᠳᠠᠵᠤ ᠠᠮᠢ ᠪᠠᠨ ᠠᠯᠳᠠᠭᠰᠠᠨ ᠪᠠᠶᠢᠨ᠎ᠠ᠃                                 ᠡᠶᠢᠮᠦ ᠠᠴᠠ ᠬᠡᠭᠡᠷ᠎ᠡ ᠶᠢᠨ ᠮᠦᠬᠦ ᠢᠳᠡᠬᠦ ᠳᠡᠭᠡᠨ ᠶᠠᠭᠤ ᠶᠢ ᠠᠩᠬᠠᠷᠬᠤ ᠲᠤᠬᠠᠢ ᠲᠠᠨᠢᠯᠴᠠᠭᠤᠯᠤᠶ᠎ᠠ᠃                                         ᠡᠶᠢᠮᠦ ᠪᠠᠶᠢᠳᠠᠯ ᠳᠤ ᠠᠮᠠᠷᠬᠠᠨ ᠬᠤᠤᠷᠳᠠᠬᠳᠠᠨ᠎ᠠ᠄ ᠵᠠᠷᠢᠮ ᠬᠤᠤᠷᠳᠦ ᠮᠦᠬᠦᠨ ᠤ  ᠬᠡᠯᠪᠡᠷᠢ  ᠳᠦᠷᠬᠦ   ᠨᠢ  ᠢᠳᠡᠬᠡᠨ ᠤ ᠮᠦᠬᠦ ᠲᠠᠢ ᠢᠯᠭᠠᠭ᠎ᠠ ᠦᠬᠡᠢ ᠪᠠᠶᠢᠵᠦ᠂ ᠬᠦᠮᠦᠰ ᠠᠨᠳᠠᠷᠠᠭᠤᠷᠠᠨ ᠳᠡᠬᠦᠵᠦ ᠢᠳᠡᠳᠡᠭ᠃ ᠪᠠᠰᠠ ᠵᠠᠷᠢᠮ ᠨᠢ ᠬᠡᠭᠡᠷ᠎ᠡ ᠶᠢᠨ ᠮᠦᠬᠦ ᠶᠢ ᠰᠠᠶᠢᠨ ᠴᠢᠨᠠᠵᠦ ᠪᠤᠯᠭᠤᠭᠰᠠᠨ ᠦᠬᠡᠢ ᠠᠴᠠ ᠪᠤᠯᠵᠦ ᠬᠤᠣᠷᠳᠠᠭᠳᠠᠳᠠᠭ᠃                                ᠮᠥᠭᠦ ᠳᠤ ᠬᠤᠣᠷᠳᠠᠭᠳᠠᠪᠠᠯ ᠡᠶᠢᠮᠦ ᠪᠠᠶᠢᠳᠠᠯ ᠲᠠᠢ᠄ ᠡᠯᠢᠬᠡᠨ ᠤ ᠬᠤᠤᠷᠳᠠᠯ᠃ ᠶᠡᠷᠦᠳᠡᠬᠡᠨ ᠢᠳᠡᠭᠰᠡᠨ ᠤ ᠳᠠᠷᠠᠭ᠎ᠠ 6 — 12 ᠴᠠᠭ ᠤᠨ ᠳᠣᠳᠣᠷ᠎ᠠ ᠮᠡᠳᠡᠭᠳᠡᠳᠡᠭ᠃ ᠡᠬᠢᠯᠡᠭᠡᠳ ᠬᠤᠳᠣᠭᠤᠳᠦ ᠬᠡᠳᠡᠰᠦ ᠡᠪᠬᠦᠶᠢᠷᠡᠨ᠂ ᠨᠢᠬᠡ ᠬᠤᠶᠠᠷ ᠬᠤᠨᠤᠭ ᠤᠨ ᠳᠠᠷᠠᠭ᠎ᠠ ᠠᠶᠠᠨᠳᠠᠭᠠᠨ ᠨᠠᠮᠳᠠᠳᠠᠭ᠃ ᠵᠠᠯᠭᠠᠭᠠᠳ ᠴᠣᠴᠢᠮᠠᠭ ᠡᠯᠢᠬᠡᠨ ᠤ ᠬᠤᠤᠷᠳᠠᠯᠭ᠎ᠠ ᠡᠬᠦᠰᠬᠡᠵᠦ᠂ ᠰᠦᠰᠦ ᠪᠠᠷ  ᠪᠦᠬᠡᠯᠵᠢᠬᠦ᠂  ᠡᠯᠢᠬᠡᠨ ᠤ ᠬᠠᠪᠢᠴᠠᠭ᠎ᠠ ᠡᠪᠡᠳᠬᠦ᠂ ᠵᠠᠷᠢᠮ ᠨᠢ ᠪᠠᠰᠠ ᠵᠢᠷᠦᠬᠡᠨ ᠤ ᠳᠠᠮᠢᠷ ᠳᠣᠷᠣᠶᠢᠳᠠᠬᠤ᠂ ᠬᠠᠷ᠎ᠠ ᠪᠦᠬᠡᠷ᠎ᠡ ᠬᠤᠣᠷᠳᠠᠭᠳᠠᠬᠤ  ᠵᠡᠷᠬᠡ  ᠢᠯᠡᠷᠡᠯ ᠲᠠᠢ᠃ ᠬᠦᠨᠳᠦᠷᠡᠪᠡᠯ ᠡᠯᠢᠭᠡ ᠠᠭᠤᠰᠬᠢᠨ ᠤ ᠬᠤᠣᠷᠳᠠᠭᠳᠠᠯ ᠠᠴᠠ ᠪᠤᠯᠤᠭᠠᠳ  ᠳᠠᠪᠤ  ᠬᠤᠨᠤᠭ ᠤᠨ  ᠳᠣᠲᠣᠷ᠎ᠠ  ᠨᠠᠰᠦ  ᠪᠠᠷᠠᠬᠤ ᠠᠶᠤᠯᠲᠠᠢ᠃                                 ᠬᠠᠷ᠎ᠠ ᠪᠦᠬᠡᠷᠦᠨ ᠤ ᠠᠵᠢᠯᠯᠠᠭ᠎ᠠ ᠵᠤᠭᠰᠣᠬᠤ᠃  ᠢᠳᠡᠭᠰᠡᠨ ᠤ  ᠳᠠᠷᠠᠭ᠎ᠠ  6  —  12  ᠴᠠᠭ ᠤᠨ  ᠬᠤᠭᠤᠷᠤᠨᠳᠦ ᠮᠡᠳᠡᠭᠳᠡᠨ᠎ᠡ᠃ ᠰᠢᠬᠡᠰᠦ ᠬᠠᠭᠠᠭᠳᠠᠬᠤ᠂ ᠰᠢᠪᠳᠣᠷ ᠨᠡᠮᠡᠭᠳᠡᠬᠦ ᠢᠯᠡᠷᠡᠯ ᠲᠠᠢ᠃ ᠬᠦᠨᠳᠦᠷᠡᠪᠡᠯ  ᠬᠠᠷ᠎ᠠ  ᠪᠥᠭᠡᠷ᠎ᠡ  ᠠᠵᠢᠯᠯᠠᠭ᠎ᠠ   ᠪᠠᠨ ᠠᠯᠳᠠᠨ᠎ᠠ᠃  
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号