ᠬᠤᠷᠳᠤᠨ ᠢᠷᠡᠵᠦ ᠦᠵᠡᠭᠳᠦᠨ᠂ ︽ᠰᠢᠪᠠᠭᠤᠨ ᠤ ᠳᠣᠲᠣᠷᠠᠬᠢ ᠮᠠᠯᠤᠷ ᠦᠲᠡᠭᠡ︾ ︕
ᠨᠡᠶᠢᠲᠡᠯᠡᠭᠰᠡᠨ ᠴᠠᠭ᠄
2023/7/26
    ᠣᠶᠢᠷ᠎ᠠ ᠳᠤ᠂ ᠬᠥᠨᠳᠡᠯᠡᠨ ᠭᠤᠤᠯ ᠤᠨ ᠤᠯᠤᠰ ᠤᠨ ᠨᠤᠭᠤ ᠭᠠᠵᠠᠷ ᠤᠨ ᠴᠡᠴᠡᠷᠯᠢᠭ ᠤᠨ ᠬᠠᠮᠢᠶᠠᠷᠤᠨ ᠬᠠᠮᠠᠭᠠᠯᠠᠬᠤ ᠲᠥᠪ ᠤᠨ ᠠᠵᠢᠯᠲᠠᠨ᠂ ᠬᠥᠨᠳᠡᠯᠡᠨ ᠭᠤᠤᠯ ᠤᠨ ᠤᠯᠤᠰ ᠤᠨ ᠨᠤᠭᠤ ᠭᠠᠵᠠᠷ ᠤᠨ ᠴᠡᠴᠡᠷᠯᠢᠭ ᠤᠨ ᠪᠠᠶ ᠯᠦ ᠨᠠᠭᠤᠷ ᠤᠨ ᠣᠶᠢᠷᠠᠯᠴᠠᠭ᠎ᠠ ᠲᠤᠭᠤᠷᠢᠨ ᠴᠠᠭᠳᠠᠬᠤ ᠵᠠᠮ ᠳᠠᠭᠠᠨ᠂ ᠪᠠᠰᠠ ᠨᠢᠭᠡ ᠤᠳᠠᠭ᠎ᠠ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠶᠢᠨ ᠨᠡᠭᠦᠳᠡᠯ ᠤᠨ ᠰᠢᠪᠠᠭᠤ —  ᠬᠠᠷ᠎ᠠ ᠥᠷᠪᠢ ᠶᠢ ᠤᠯᠵᠤ ᠬᠠᠷᠠᠯ᠎ᠠ᠃ 2020 ᠣᠨ ᠠᠴᠠ ᠣᠲᠣ ᠪᠣᠯᠲᠠᠯ᠎ᠠ᠂ ᠠᠵᠢᠯᠲᠠᠳ ᠤᠯᠤᠰ ᠤᠨ ᠨᠢᠭᠡᠳᠦᠭᠡᠷ ᠳᠡᠰ ᠤᠨ᠂ ᠬᠤᠶᠠᠳᠤᠭᠠᠷ ᠳᠡᠰ ᠤᠨ ᠬᠠᠮᠠᠭᠠᠯᠠᠯᠲᠠ ᠶᠢᠨ ᠨᠡᠭᠦᠳᠡᠯ ᠤᠨ ᠰᠢᠪᠠᠭᠤ ᠨᠤᠭᠤ ᠭᠠᠵᠠᠷ ᠤᠨ ᠴᠡᠴᠡᠷᠯᠢᠭ ᠲᠤ ᠢᠷᠡᠵᠦ ᠨᠡᠬᠦᠳᠡᠯᠯᠡᠵᠤ ᠪᠠᠶᠢᠬᠤ ᠶᠢ ᠲᠠᠰᠤᠷᠠᠯᠲᠠ ᠥᠬᠡᠶ ᠢᠯᠡᠷᠡᠬᠦᠯᠵᠦ ᠪᠤᠢ᠃  
     ᠬᠠᠷ᠎ᠠ ᠥᠷᠪᠢ ᠪᠣᠯ ᠪᠡᠶ᠎ᠡ ᠪᠠᠶᠢᠳᠠᠯ ᠭᠠᠯᠪᠢᠷ ᠭᠤᠶᠣ᠂ ᠪᠡᠶ᠎ᠡ ᠶᠢᠨ ᠥᠩᠭᠡ ᠨᠢ ᠬᠢᠯᠠᠭᠠᠷ᠂ ᠬᠥᠳᠡᠯᠭᠡᠭᠡᠨ ᠨᠢ ᠬᠦᠩᠭᠡᠨ ᠱᠠᠯᠠᠮᠠᠭᠠᠶ᠂ ᠵᠠᠩ ᠠᠭᠠᠯᠢ ᠨᠢ ᠬᠤᠷᠴᠠ ᠰᠡᠷᠭᠡᠭ ᠲᠣᠮᠣ ᠬᠡᠯᠪᠡᠷᠢ ᠶᠢᠨ ᠰᠢᠪᠠᠭᠤ ᠶᠤᠮ᠃ ᠪᠡᠶ᠎ᠡ ᠭᠦᠶᠴᠡᠭᠰᠡᠨ ᠰᠢᠪᠠᠭᠤᠨ ᠤ ᠪᠡᠶ᠎ᠡ ᠶᠢᠨ ᠣᠷᠳᠣ ᠨᠢ 1 — 1.2 ᠮᠧᠲᠷ᠂ ᠪᠡᠶ᠎ᠡ ᠶᠢᠨ ᠬᠦᠨᠳᠦ ᠨᠢ 2  — 3 ᠺᠢᠯᠣᠭ᠍ᠷᠠᠮ︔  ᠬᠤᠰᠢᠭᠤ ᠨᠢ ᠤᠷᠲᠤ ᠪᠥᠭᠡᠳ ᠪᠦᠳᠦᠭᠦᠨ᠂ ᠲᠣᠯᠣᠭᠠᠶ᠂ ᠬᠦᠵᠦᠭᠦᠦ᠂ ᠬᠥᠯ ᠨᠢ ᠪᠦᠷ ᠤᠷᠲᠤ᠂ ᠬᠤᠰᠢᠭᠤ ᠪᠠ ᠬᠥᠯ ᠨᠢ ᠤᠯᠠᠭᠠᠨ᠃ ᠪᠡᠶ᠎ᠡ ᠳᠡᠭᠡᠷᠡᠬᠢ ᠦᠳᠦ ᠨᠢ ᠴᠡᠭᠡᠵᠢ ᠬᠡᠪᠡᠯᠢ ᠶᠢᠨ ᠬᠡᠰᠡᠭ ᠲᠡᠭᠡᠨ ᠴᠣᠯ    ᠴᠠᠭᠠᠨ ᠠᠴᠠ ᠭᠠᠳᠠᠨ᠎ᠠ᠂ ᠪᠤᠰᠤᠳ ᠨᠢ ᠪᠦᠷ ᠬᠠᠷ᠎ᠠ ᠦᠩᠬᠡ ᠲᠠᠢ᠂ ᠠᠳᠠᠯᠢ ᠪᠤᠰᠤ ᠥᠨᠴᠥᠭ ᠤᠨ ᠭᠡᠷᠡᠯ ᠤᠨ ᠳᠣᠣᠷ᠎ᠠ᠂ ᠡᠯᠳᠡᠪ ᠵᠦᠢᠯ ᠤᠨ ᠦᠩᠭᠡ ᠪᠠᠷ ᠬᠤᠪᠢᠷᠠᠨ ᠬᠠᠷᠠᠬᠳᠠᠨ᠎ᠠ᠃ ᠥᠨᠳᠥᠷ ᠮᠣᠳᠣ ᠪᠤᠶᠤ ᠬᠠᠳᠠᠨ ᠳᠡᠭᠡᠷ᠎ᠡ ᠲᠣᠮᠣ ᠬᠡᠯᠪᠡᠷᠢ ᠶᠢᠨ ᠡᠭᠦᠷ ᠪᠠᠷᠢᠵᠤ᠂ ᠨᠢᠰᠬᠦ ᠦᠶᠡᠰ ᠲᠣᠯᠣᠭᠠᠶ ᠬᠦᠵᠦᠭᠦᠦ ᠪᠠᠨ ᠠᠰ ᠰᠢᠯᠤᠭᠤᠨ ᠪᠤᠯᠭᠠᠨ ᠰᠤᠩᠭᠠᠨ᠎ᠠ᠃ ᠣᠷᠣᠰᠢᠨ ᠠᠮᠢᠳᠤᠷᠠᠬᠤ ᠣᠷᠴᠢᠨ ᠲᠣᠭᠤᠷᠢᠨ ᠨᠢ ᠢᠯᠠᠩᠭᠤᠶ᠎ᠠ ᠢᠳᠡᠰᠢ ᠡᠷᠢᠬᠦ ᠤᠰᠤᠨ ᠤ ᠴᠠᠷᠠᠭ᠎ᠠ ᠳᠤ ᠴᠢᠩᠭ᠎ᠠ ᠱᠠᠭᠠᠷᠳᠠᠯᠭ᠎ᠠ ᠲᠠᠢ᠂ ᠳᠤᠮᠳᠠᠳᠤ ᠤᠯᠤᠰ ᠲᠤ ᠲᠤᠭ᠎ᠠ ᠬᠡᠮᠵᠢᠶ᠎ᠡ ᠪᠠᠷ ᠲᠦᠢᠯ ᠤᠨ ᠴᠥᠭᠡᠨ᠂ ᠡᠶᠢᠮᠦ ᠠᠴᠠ ᠬᠤᠪᠣᠷ ᠴᠤᠬᠠᠭ ᠢᠶᠠᠷ ᠢᠶᠠᠨ ᠲᠣᠮᠣ ᠮᠠᠯᠤᠷ ᠥᠲᠡᠭᠡ ᠠᠴᠠ ᠳᠤᠤᠷ᠎ᠠ ᠥᠬᠡᠶ ᠪᠠᠶᠢᠳᠠᠭ᠂ ᠡᠶᠢᠮᠦ ᠠᠴᠠ ᠪᠠᠰᠠ ︽ᠰᠢᠪᠠᠭᠤᠨ ᠤ ᠳᠣᠲᠣᠷᠠᠬᠢ ᠲᠣᠮᠣ ᠮᠠᠯᠤᠷ ᠥᠲᠡᠭᠡ︾ ᠭᠡᠳᠡᠭ ᠤᠨᠴᠠᠭᠠᠢ ᠨᠡᠷ᠎ᠡ ᠲᠠᠢ᠃
     ᠪᠣᠬᠢᠷᠲᠤᠯ ᠥᠬᠡᠶ ᠠᠮᠢ ᠠᠬᠤᠶ ᠪᠣᠯ ᠨᠢᠭᠡ ᠬᠤᠲᠠ ᠶᠢᠨ ᠳᠡᠪᠢᠰᠬᠡᠷ ᠥᠩᠭᠡ ᠮᠥᠨ᠂ ᠣᠶᠢᠷ᠎ᠠ ᠶᠢᠨ ᠵᠢᠯ ᠳᠤ᠂ ᠬᠥᠨᠳᠡᠯᠡᠨ ᠭᠤᠤᠯ ᠤᠨ ᠤᠯᠤᠰ ᠤᠨ ᠨᠤᠭᠤ ᠭᠠᠵᠠᠷ ᠤᠨ ᠴᠡᠴᠡᠷᠯᠢᠭ ᠤᠨ ᠠᠮᠢ ᠠᠬᠤᠶ ᠶᠢᠨ ᠪᠣᠯᠪᠠᠰᠤᠨ ᠤ ᠪᠠᠶᠢᠭᠤᠯᠤᠯᠲᠠ ᠦᠷᠭᠦᠯᠵᠢᠯᠡᠨ ᠠᠭᠢᠬᠤ ᠶᠢ ᠳᠠᠭᠠᠯᠳᠤᠨ᠂ ᠠᠮᠢ ᠠᠬᠤᠶ ᠣᠷᠴᠢᠨ ᠲᠣᠭᠤᠷᠢᠨ ᠤᠯᠠᠮ ᠠᠴᠠ ᠤᠯᠠᠮ ᠰᠠᠶᠢᠵᠢᠷᠠᠵᠤ᠂ ᠬᠡᠭᠡᠷ᠎ᠡ ᠶᠢᠨ ᠰᠢᠪᠠᠭᠤᠳ ᠠᠳᠡ ᠨᠡᠭᠦᠳᠡᠯᠯᠡᠵᠦ ︽ᠨᠤᠲᠤᠭᠰᠢᠬᠤ︾ ᠪᠠᠶᠢᠳᠠᠯ ᠴᠤ ᠨᠡᠩ    ᠤᠯᠠᠰᠢᠷᠠᠪᠠ᠃  ᠡᠳᠡᠭᠡᠷ ᠰᠢᠪᠠᠭᠤᠳ ᠤᠨ ᠬᠦᠷᠴᠦ ᠢᠷᠡᠭᠰᠡᠨ ᠨᠢ ᠬᠤᠲᠠ ᠶᠢ ᠭᠤᠶᠣᠯᠠᠨ ᠴᠢᠮᠡᠭᠰᠡᠨ ᠢᠶᠠᠷ ᠪᠠᠷᠠᠬᠤ ᠥᠬᠡᠶ ᠪᠠᠰᠠ ᠨᠤᠭᠤ ᠭᠠᠵᠠᠷ ᠤᠨ ᠠᠮᠢᠳᠤ ᠪᠣᠳᠠᠰ ᠤᠨ ᠣᠯᠠᠨ ᠶᠠᠩᠵᠤᠲᠤ ᠴᠢᠨᠠᠷ ᠢ ᠡᠳᠦᠷ ᠢᠷᠡᠬᠦᠶ᠎ᠡ ᠪᠠᠶᠠᠯᠢᠭᠵᠢᠭᠤᠯᠵᠤ᠂ ᠬᠥᠮᠦᠨ ᠬᠢᠭᠡᠳ ᠪᠠᠶᠢᠭᠠᠯᠢ ᠶᠢᠨ ᠡᠶ᠎ᠡ ᠵᠣᠬᠢᠴᠠᠯ ᠲᠠᠢ ᠬᠠᠮᠲᠤ ᠪᠠᠷ ᠣᠷᠣᠰᠢᠬᠤ ᠠᠮᠢ ᠨᠠᠰᠤᠨ ᠤ ᠢᠷᠠᠭᠤ ᠳᠠᠭᠤᠤ ᠶᠢ ᠬᠠᠩᠭᠢᠨᠠᠭᠤᠯᠤᠭᠰᠠᠨ ᠪᠠᠶᠢᠨ᠎ᠠ᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号