ᠡᠶᠢᠮᠦ ᠲᠣᠰᠣ ᠢᠳᠡᠪᠡᠯ ᠠᠮᠠᠷᠬᠠᠨ ᠥᠮᠡᠨ ᠤᠯᠳᠠᠭ᠂ ᠭᠡᠪᠡᠴᠦ ᠮᠠᠰᠢ ᠣᠯᠠᠨ ᠭᠡᠷ ᠪᠦᠯᠢ ᠶᠢᠨ ᠬᠢᠨ ᠮᠦᠨ ᠬᠦ ᠲᠡᠭᠦᠨ ᠢᠶᠠᠷ ᠨᠣᠭᠤᠭ᠎ᠠ ᠬᠠᠭᠤᠷᠴᠤ ᠪᠠᠶᠢᠨ᠎ᠠ
ᠨᠡᠶᠢᠲᠡᠯᠡᠭᠰᠡᠨ ᠴᠠᠭ᠄
2024/1/25
     ᠢᠳᠡᠭᠡᠨ ᠢ ᠪᠤᠴᠠᠯᠭᠠᠭᠰᠠᠨ ᠲᠣᠰᠣ ᠶᠢ ᠪᠠᠶᠢᠨ ᠲᠠᠬᠢᠨ ᠥᠨᠳᠥᠷ ᠬᠠᠯᠠᠭᠤᠨ ᠢᠶᠠᠷ ᠬᠠᠯᠠᠭᠠᠵᠤ ᠨᠤᠭᠤᠭ᠎ᠠ ᠴᠠᠭ᠎ᠠ ᠬᠠᠭᠤᠷᠴᠤ ᠬᠡᠷᠡᠭᠯᠡᠪᠡᠯ ᠳᠠᠷᠤᠶ ︽ᠲᠠᠬᠢᠨ ᠬᠠᠯᠠᠭᠠᠬᠰᠠᠨ ᠲᠣᠰᠣ︾ ᠪᠣᠯᠤᠨ᠎ᠠ᠂ ᠦᠷᠭᠦᠯᠵᠢ ᠡᠶᠢᠮᠦ ᠲᠣᠰᠣ ᠢᠳᠡᠪᠡᠯ ᠬᠥᠮᠦᠨ ᠤ ᠪᠡᠶ᠎ᠡ ᠶᠢᠨ ᠡᠷᠡᠭᠦᠯ ᠮᠡᠨᠳᠦ ᠶᠢ ᠬᠦᠨᠳᠦ ᠬᠡᠴᠡᠭᠦᠦ ᠬᠤᠬᠢᠷᠠᠭᠤᠯᠵᠤ᠂ ᠮᠠᠰᠢ ᠠᠮᠠᠷᠬᠠᠨ ᠣᠯᠠᠨ ᠵᠦᠢᠯ ᠤᠨ ᠥᠮᠡᠨ ᠤᠯᠬᠤ  ᠪᠣᠳᠠᠰ ᠡᠭᠦᠰᠭᠡᠳᠡᠭ᠃ ᠵᠠᠷᠢᠮ ᠲᠤᠭ᠎ᠠ ᠪᠠᠷᠢᠮᠲᠠ ᠳᠤ᠂ ᠳᠠᠬᠢᠨ ᠳᠠᠪᠲᠠᠨ 7 ᠤᠳᠠᠭ᠎ᠠ ᠬᠡᠷᠡᠭᠯᠡᠭᠰᠡᠨ ︽ᠲᠠᠬᠢᠨ ᠬᠠᠯᠠᠭᠠᠬᠰᠠᠨ‌‍ᠲ᠋ᠣᠰᠣ︾ ᠶᠢᠨ ᠳᠣᠲᠣᠷ᠎ᠠ᠂ ᠫᠷᠣᠫᠠ ᠬᠤᠶᠠᠷᠴᠢ ᠠᠯᠳᠧᠭᠢᠳ᠋ ᠤᠨ ᠠᠭᠤᠯᠤᠭᠳᠠᠴᠠ ᠨᠢ 30 ᠳᠠᠬᠢᠨ ᠠᠴᠠ ᠳᠡᠭᠡᠭᠰᠢ ᠪᠣᠯᠲᠠᠯ᠎ᠠ ᠨᠡᠮᠡᠭᠳᠡᠵᠦ ᠪᠣᠯᠤᠨ᠎ᠠ᠃ C ᠲᠦᠷᠦᠯ ᠤᠨ ᠬᠤᠶᠠᠷᠴᠢ ᠠᠯᠳᠧᠭᠢᠳ᠋ ᠪᠣᠯ ᠥᠭᠡᠬᠦᠨ ᠬᠦᠴᠢᠯ ᠢᠯᠠᠭᠳᠠᠭᠰᠠᠨ ᠤ ᠳᠠᠷᠠᠭᠠᠬᠢ ᠪᠦᠲᠦᠭᠡᠭᠳᠡᠬᠦᠨ ᠪᠤᠯᠬᠤ ᠪᠦᠭᠡᠳ ᠵᠣᠬᠢᠬᠤ ᠬᠡᠮᠵᠢᠶᠡᠨ ᠤ ᠬᠤᠣᠷ ᠲᠠᠢ    ᠪᠠᠶᠢᠳᠠᠭ᠃ C ᠲᠦᠷᠦᠯ ᠤᠨ ᠬᠤᠶᠠᠷᠴᠢ ᠠᠯᠳᠧᠭᠢᠳ᠋ ᠢ ᠬᠡᠲᠦᠷᠡᠲᠡᠯ᠎ᠡ ᠢᠳᠡᠪᠡᠯ ᠠᠮᠢᠲᠠᠨ ᠤ ᠪᠡᠶ᠎ᠡ ᠮᠠᠬᠠᠪᠣᠳ ᠢ ᠮᠠᠭᠤᠳᠠᠭᠤᠯᠵᠤ᠂ ᠮᠡᠳᠡᠷᠡᠯ ᠢ ᠨᠢ ᠭᠡᠮᠲᠦᠭᠡᠵᠦ᠂ ᠭᠡᠳᠡᠰᠦᠨ ᠤ ᠡᠰ ᠤᠨ ᠪᠦᠲᠦᠴᠡ ᠶᠢ ᠡᠪᠳᠡᠬᠦ ᠪᠠᠷ ᠪᠠᠷᠠᠬᠤ ᠦᠭᠡᠢ᠂ ᠪᠠᠰᠠ ᠭᠡᠨᠡᠳᠲᠡ ᠶᠢᠨ  ᠬᠤᠪᠢᠷᠠᠯᠳᠠ ᠭᠠᠷᠭᠠᠬᠤ ᠪᠤᠶᠤ ᠥᠮᠡᠨ ᠤᠯᠬᠤ ᠳᠤ ᠬᠦᠷᠦᠭᠦᠯᠳᠡᠭ᠃              ᠰᠤᠳᠤᠯᠭᠠᠲᠠᠳ ᠤᠨ ᠦᠵᠡᠬᠦ ᠪᠠᠷ᠂ ᠲᠤᠰᠤ ᠶᠢ ᠥᠨᠳᠥᠷ ᠬᠠᠯᠠᠭᠤᠨ ᠢᠶᠠᠷ ᠪᠠᠶᠢᠨ ᠳᠠᠬᠢᠨ ᠬᠠᠯᠠᠭᠠᠵᠦ ᠬᠡᠷᠡᠭᠯᠡᠬᠦ ᠳᠤ ᠬᠦᠷᠪᠡᠯ ᠲᠤᠰᠤᠨ ᠤ ᠳᠣᠲᠣᠷᠠᠬᠢ ᠭᠯᠢᠽᠧᠷᠢᠨᠲᠦ ᠭᠤᠷᠪᠠᠴᠢ ᠡᠰᠲ᠋ᠧᠷ ᠨᠢ ᠲᠠᠰᠤᠷᠠᠬᠤ ᠪᠥᠭᠡᠳ ᠴᠢᠯᠥᠭᠡᠲᠦ ᠥᠭᠡᠬᠦᠨ ᠬᠦᠴᠢᠯ ᠢ ᠢᠰᠦᠯᠳᠦᠭᠦᠯᠵᠦ᠂ ᠲᠤᠰᠤᠨ ᠳᠣᠲᠣᠷᠠᠬᠢ C ᠲᠦᠷᠦᠯ ᠤᠨ ᠬᠤᠶᠠᠷᠴᠢ ᠠᠯᠳᠧᠭᠢᠳ᠋ ᠤᠨ ᠲᠦᠪᠰᠢᠨ ᠢ ᠳᠡᠭᠡᠭᠰᠢᠯᠡᠭᠦᠯᠳᠡᠭ᠃ C ᠲᠦᠷᠦᠯ ᠤᠨ ᠬᠤᠶᠠᠷᠴᠢ ᠠᠯᠳᠧᠭᠢᠳ᠋ ᠤᠨ ᠥᠮᠡᠨ ᠡᠭᠦᠰᠭᠡᠬᠦ ᠰᠢᠨᠵᠢ ᠴᠢᠨᠠᠷ ᠭᠡᠪᠡᠯ ᠵᠢᠵᠢᠭ ᠬᠤᠯᠤᠭᠠᠨ᠎ᠠ ᠶᠢᠨ ᠭᠧᠨ ᠤ ᠢᠯᠡᠳᠬᠡᠯᠲᠡ ᠶᠢᠨ ᠲᠦᠪᠰᠢᠨ ᠳᠤ ᠬᠤᠪᠢᠷᠠᠯᠲᠠ    ᠭᠠᠷᠭᠠᠳᠠᠭ᠂ ᠡᠨᠡ ᠨᠢ ᠨᠠᠭᠠᠳᠤ ᠵᠠᠬ᠎ᠠ ᠳᠠᠭᠠᠨ ᠬᠥᠬᠦᠨ ᠪᠤᠯᠴᠢᠷᠬᠠᠶ ᠶᠢᠨ ᠥᠮᠡᠨ ᠪᠤᠯᠵᠤ ᠬᠤᠪᠢᠷᠠᠬᠤ ᠶᠢ ᠵᠣᠬᠢᠬᠤ ᠬᠡᠮᠵᠢᠶ᠎ᠡ ᠪᠠᠷ ᠠᠬᠢᠭᠤᠯᠤᠭᠰᠠᠨ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号