ᠭᠡᠷ ᠲᠤ ᠦᠷᠭᠦᠯᠵᠢ ᠬᠠᠷᠠᠭᠳᠠᠳᠠᠭ ᠡᠨᠡ ᠶᠠᠭᠤᠮ᠎ᠠ ᠶᠢᠨ ᠬᠤᠤᠷᠳᠠᠯᠭ᠎ᠠ ᠨᠢ ᠬᠦᠨᠴᠢᠯ ᠠᠴᠠ ᠬᠡᠳᠦᠨ ᠠᠷᠪᠠᠨ ᠳᠠᠬᠢᠨ ᠪᠠᠶᠢᠳᠠᠭ︕ ᠬᠢᠴᠢᠶᠡᠭᠡᠷᠡᠢ︕
ᠨᠡᠶᠢᠲᠡᠯᠡᠭᠰᠡᠨ ᠴᠠᠭ᠄
2024/1/19
    ᠮᠠᠰᠢ ᠣᠯᠠᠨ ᠰᠦᠯᠵᠢᠶᠡᠨ ᠨᠠᠶᠢᠵᠠ ᠭᠡᠷ ᠤᠨ ᠬᠡᠷᠡᠮ ᠸᠠᠯᠠᠵᠤ᠂ ᠭᠡᠷ ᠤᠨ ᠬᠥᠮᠦᠰ ᠲᠤ ᠪᠡᠶ᠎ᠡ ᠮᠠᠭᠤᠳᠠᠬᠤ ᠪᠠᠶᠢᠳᠠᠯ ᠭᠠᠷᠴᠤ ᠪᠠᠶᠢᠨ᠎ᠠ ᠬᠡᠵᠡᠭᠡᠨ᠎ᠡ᠃ ᠲᠡᠭᠡᠪᠡᠯ ᠬᠥᠭᠡᠴᠦ ᠴᠤᠬᠤᠮ ᠶᠠᠮᠠᠷ ᠶᠠᠮᠠᠷ ᠬᠤᠤᠷ ᠬᠥᠨᠥᠭᠡᠯ ᠲᠠᠢ ᠪᠠᠶᠢᠳᠠᠭ ᠪᠣᠶ︖ ᠬᠥᠭᠡᠴᠦ ᠠᠴᠠ ᠬᠡᠷᠬᠢᠨ ᠬᠤᠯᠠᠳᠠᠬᠤ ᠪᠣᠶ︖              ᠪᠡᠭᠡᠵᠢᠩ ᠤᠨ ᠰᠢᠶᠧ ᠾᠧ ᠡᠮᠨᠡᠯᠭᠡ ᠶᠢᠨ ᠬᠤᠷᠢᠶᠠᠨ ᠤ ᠬᠤᠪᠢᠷᠠᠮᠠᠯ ᠤᠷᠪᠠᠯ ᠤᠨ ᠰᠠᠯᠠᠭᠠᠨ ᠤ ᠳᠡᠳ᠋ ᠡᠷᠬᠢᠯᠡᠭᠴᠢ ᠡᠮᠴᠢ ᠸᠠᠩ ᠯᠢᠶᠠᠩ ᠯᠦ ᠨᠢᠭᠡ ᠤᠳᠠᠭᠠᠨ ᠤ ᠰᠤᠷᠪᠤᠯᠵᠢᠯᠠᠭ᠎ᠠ ᠳᠤ ᠬᠡᠯᠡᠬᠦ ᠳᠡᠭᠡᠨ᠂ ᠬᠥᠭᠡᠴᠦ ᠪᠣᠯ ᠮᠠᠰᠢ ᠴᠢᠩᠭ᠎ᠠ ᠥᠮᠡᠨ‌ᠡᠭᠦᠰᠭᠡᠬᠦ‍ ᠨᠢᠭᠡ ᠵᠦᠢᠯ ᠤᠨ ᠪᠣᠳᠠᠰ ᠮᠥᠨ᠂ ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ  ᠪᠠᠶᠢᠭᠤᠯᠤᠯᠲᠠ ᠳᠤ ᠨᠢᠭᠡᠳᠦᠭᠡᠷ‌‍ᠲ᠋ᠡᠰ ᠤᠨ ᠥᠮᠡᠨ ᠡᠭᠦᠰᠭᠡᠬᠦ ᠪᠣᠳᠠᠰ ᠲᠤ ᠵᠢᠭᠰᠠᠭᠠᠭᠳᠠᠵᠤ ᠪᠤᠢ᠂ ᠲᠡᠭᠦᠨ ᠤ ᠬᠤᠤᠷᠳᠠᠯᠭ᠎ᠠ ᠨᠢ ᠬᠦᠨᠴᠢᠯ ᠤᠨ 68 ᠳᠠᠬᠢᠨ ᠪᠠᠶᠢᠳᠠᠭ᠃ ᠬᠥᠭᠡᠴᠦ ᠨᠢ ᠬᠦᠮᠦᠨ ᠢ ᠵᠡᠷᠡᠮᠳᠡᠭ ᠪᠣᠯᠭᠠᠬᠤ ᠴᠢᠳᠠᠪᠤᠷᠢ ᠲᠠᠢ ᠪᠠᠶᠢᠳᠠᠭ᠂ ᠵᠡᠷᠡᠮᠳᠡᠭ ᠪᠣᠯᠭᠠᠬᠤ ᠭᠡᠳᠡᠭ ᠨᠢ ᠭᠤᠤᠯᠳᠠᠭᠤ ᠵᠢᠷᠮᠦᠰᠦᠨ ᠡᠮᠡᠭᠲᠡᠶ ᠳᠤ ᠴᠢᠭᠯᠡᠭᠦᠯᠦᠨ ᠬᠡᠯᠡᠵᠦ ᠪᠤᠢ᠂ ᠬᠡᠷᠪᠡ ᠵᠢᠷᠮᠦᠰᠦᠨ ᠡᠮᠡᠭᠲᠡᠶ ᠡᠨᠡ ᠬᠦ ᠬᠤᠤᠷᠲᠤ ᠡᠳ᠋ ᠲᠠᠢ ᠨᠡᠯᠢᠶᠡᠳ ᠣᠶᠢᠷᠠᠲᠤᠪᠠᠯ᠂ ᠬᠡᠪᠡᠯᠢ ᠳᠠᠬᠢ ᠬᠡᠦᠬᠡᠳ ᠢ ᠨᠢ ᠵᠡᠷᠡᠮᠳᠡᠭ ᠪᠤᠯᠭᠠᠬᠤ ᠪᠤᠶᠤ ᠴᠢᠨᠠᠭᠰᠢᠯᠠᠨ ᠣᠷᠤᠭ ᠤᠨᠠᠭᠠᠯᠭᠠᠵᠤ  ᠮᠡᠳᠡᠨ᠎ᠡ᠂ᠠᠮᠢᠲᠠᠨ ᠤ ᠲᠤᠷᠰᠢᠯᠲᠠ ᠳᠤᠮᠳᠠ ᠡᠨᠡ ᠬᠦ  ᠪᠣᠳᠠᠰ ᠨᠢ ᠵᠢᠵᠢᠭ ᠬᠤᠯᠤᠭᠠᠨ᠎ᠠ ᠶᠢ ᠵᠡᠷᠡᠮᠳᠡᠭ ᠪᠤᠯᠭᠠᠬᠤ ᠪᠠ ᠣᠷᠤᠭ ᠤᠨᠠᠭᠠᠯᠭᠠᠬᠤ ᠶᠢ ᠣᠯᠵᠤ ᠮᠡᠳᠡᠭᠰᠡᠨ ᠪᠠᠶᠢᠨ᠎ᠠ᠃  ᠡᠭᠦᠨ ᠠᠴᠠ ᠭᠠᠳᠠᠨ᠎ᠠ᠂ ᠬᠥᠭᠡᠴᠦ ᠨᠢ ᠪᠠᠰᠠ ᠬᠠᠷᠰᠢᠮᠠᠲᠠᠭᠠᠶ ᠤᠷᠪᠠᠯ ᠡᠭᠦᠰᠭᠡᠵᠦ᠂ ᠲᠡᠭᠦᠨ  ᠠᠴᠠ ᠪᠤᠯᠤᠬᠰᠠᠨ ᠬᠦᠨᠳᠦ ᠨᠣᠴᠢᠲᠠᠶ ᠬᠠᠷᠰᠢᠮᠠᠲᠠᠭᠠᠶ ᠤᠷᠪᠠᠯ ᠨᠢ ᠬᠦᠮᠦᠨ ᠢ ᠦᠬᠦᠭᠦᠯᠳᠡᠭ ᠬᠡᠪᠡ᠃             ︽ᠰᠢᠶᠧ ᠾᠧ ᠠᠨᠠᠭᠠᠬᠤ ᠤᠬᠠᠭᠠᠨ ᠤ ᠰᠡᠳᠬᠦᠯ︾ ᠳᠡᠭᠡᠷ᠎ᠡ ᠨᠡᠶᠢᠲᠡᠯᠡᠭᠳᠡᠭᠰᠡᠨ ᠮᠠᠨ ᠤ ᠤᠯᠤᠰ ᠤᠨ ᠬᠥᠭᠡᠴᠦ ᠶᠢᠨ ᠬᠠᠯᠳᠠᠪᠤᠷᠢᠯᠠᠯ ᠤᠨ ᠲᠠᠬᠤᠯ ᠡᠪᠡᠳᠴᠢᠨ ᠤ ᠰᠤᠳᠤᠯᠤᠯ ᠤᠨ ᠵᠠᠳᠠᠯᠤᠯᠲᠠ ᠶᠢᠨ ᠣᠯᠠᠨ ᠲᠥᠪ ᠤᠨ ᠡᠷᠭᠢᠴᠡᠭᠦᠯᠦᠯ ᠤᠨ ᠴᠢᠨᠠᠷᠲᠠᠶ ᠰᠤᠳᠤᠯᠭᠠᠨ ᠠᠴᠠ ᠦᠵᠡᠪᠡᠯ᠂ ᠮᠤᠷᠤᠶ ᠬᠥᠭᠡᠴᠦ ᠶᠢᠨ ᠲᠥᠷᠥᠯ ᠠᠴᠠ ᠡᠭᠦᠰᠦᠭᠰᠡᠨ  ᠬᠠᠯᠳᠠᠪᠤᠷᠢᠯᠠᠯ ᠤᠨ  ᠡᠵᠡᠯᠡᠬᠦ  ᠬᠠᠷᠢᠴᠠᠯ ᠨᠢ ᠬᠠᠮᠤᠭ ᠤᠨ ᠥᠨᠳᠥᠷ ᠲᠡᠭᠡᠨ 84 . 8 % ᠪᠣᠯᠤᠨ᠎ᠠ᠃           ᠬᠥᠭᠡᠴᠦ  ᠭᠤᠤᠯᠳᠠᠭᠤ ᠭᠤᠷᠪᠠᠨ ᠭᠠᠵᠠᠷ ᠲᠤ ᠨᠢᠭᠤᠨ ᠳᠠᠯᠳᠠᠯᠠᠵᠤ ᠪᠠᠶᠢᠳᠠᠭ᠂ ᠨᠢᠭᠡᠳᠦᠭᠡᠷ ᠨᠢ ᠠᠮᠲᠠ ᠣᠷᠣᠭᠤᠯᠤᠭᠴᠢ᠂ ᠬᠤᠶᠠᠳᠤᠭᠠᠷ ᠨᠢ ᠬᠥᠷᠥᠭᠡᠭᠦᠷ ᠤᠨ ᠪᠢᠲᠡᠭᠦᠮᠵᠢᠯᠡᠬᠦ  ᠵᠤᠷᠪᠤᠰ᠂ ᠭᠤᠷᠪᠠᠳᠤᠭᠠᠷ ᠨᠢ  ᠬᠤᠪᠴᠠᠰᠤ ᠤᠬᠢᠶᠠᠬᠤ ᠮᠠᠰᠢᠨ ᠪᠣᠯᠤᠨ᠎ᠠ᠃             ᠲᠤᠰᠬᠠᠶ ᠮᠡᠷᠭᠡᠵᠢᠯᠲᠡᠨ ᠠᠴᠠ᠂ ᠬᠥᠭᠡᠴᠦ ᠶᠢᠨ ᠪᠣᠬᠢᠷᠲᠤᠯ ᠪᠤᠶᠤ ᠲᠣᠭᠤᠰᠣ ᠶᠡᠬᠡᠲᠡᠶ ᠭᠡᠵᠦ ᠰᠡᠵᠢᠭᠯᠡᠵᠦ ᠪᠠᠶᠢᠭ᠎ᠠ ᠭᠠᠵᠠᠷ ᠲᠤ ᠠᠮᠠᠪᠴᠢ ᠵᠡᠭᠦᠵᠦ᠂ ᠬᠥᠭᠡᠴᠦ ᠪᠤᠶᠤ ᠡᠪᠡᠳᠴᠢᠲᠡᠨ ᠲᠠᠢ ᠰᠢᠭᠤᠳ ᠬᠦᠷᠦᠯᠴᠡᠬᠦ ᠠᠴᠠ ᠵᠠᠶᠢᠯᠠᠰᠬᠢᠵᠦ᠂ ᠠᠭᠠᠷ ᠢᠶᠠᠷ ᠬᠠᠯᠳᠠᠪᠤᠷᠢᠯᠠᠬᠤ ᠲᠦᠭᠰᠢᠭᠦᠷᠢ ᠶᠢ ᠪᠠᠭᠠᠰᠬᠠᠬᠤ ᠬᠡᠷᠡᠭᠲᠡᠶ᠃ ᠬᠤᠪᠢ ᠬᠥᠮᠦᠨ ᠪᠠ ᠣᠷᠴᠢᠨ  ᠲᠣᠭᠤᠷᠢᠨ ᠤ ᠠᠷᠢᠭᠤᠨ ᠴᠡᠪᠡᠷ ᠢ‌ᠠᠩᠬᠠᠷᠴᠤ᠂ ᠸᠠᠯᠠᠭᠰᠠᠨ ᠢᠳᠡᠭᠡᠨ ᠪᠤᠶᠤ ᠪᠣᠳᠠᠰ ᠲᠠᠢ ᠬᠦᠷᠦᠯᠴᠡᠬᠦ ᠠᠴᠠ ᠵᠠᠶᠢᠯᠠᠰᠬᠢᠬᠦ ᠬᠡᠷᠡᠭᠲᠡᠶ᠃ ᠬᠤᠪᠴᠠᠰᠤᠨ ᠤ ᠬᠤᠷᠭᠤ᠂ ᠱᠠᠬᠠᠶ ᠶᠢᠨ ᠬᠤᠷᠭᠤ᠂ ᠨᠣᠮ ᠤᠨ ᠬᠤᠷᠭᠤ᠂ ᠪᠡᠶ᠎ᠡ ᠵᠠᠰᠠᠬᠤ ᠭᠠᠵᠠᠷ ᠲᠠᠭᠠᠨ ᠬᠤᠷᠣᠬᠠᠶᠢᠲᠤᠬᠤ ᠶᠢ ᠰᠡᠷᠭᠡᠶᠢᠯᠡᠬᠦ ᠡᠳ᠋᠂ ᠵᠢᠱᠢᠶᠡᠯᠡᠪᠡᠯ ᠭᠠᠪᠤᠷ ᠦᠷᠢᠯ᠂ ᠢᠳᠡᠪᠬᠢᠵᠢᠭᠦᠯᠦᠭᠰᠡᠨ ᠨᠡᠭᠦᠷᠡᠰᠦ ᠵᠡᠷᠭᠡ ᠶᠢ ᠲᠠᠯᠪᠢᠬᠤ ᠭᠡᠷᠡᠭᠳᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号